ᠠᠷᠢᠬᠢ ᠲᠠᠢ᠌ᠯᠬᠤ ᠰᠠᠢ᠌ᠨ ᠠᠷᠭ᠎ᠠ
ᠨᠡᠶ᠋ᠢᠲᠡᠯᠡᠭᠰᠡᠨ ᠴᠠᠭ᠄ 2026-08-17

1. ᠰᠢᠬᠢᠷ᠎ᠲᠠᠢ ᠤᠰᠤ᠎ᠪᠠᠷ ᠠᠷᠢᠬᠢ ᠲᠠᠢ᠌ᠯᠬᠤ᠄ ᠵᠣᠬᠢᠬᠤ ᠬᠡᠮᠵᠢᠶᠡᠨ᠎ᠤ ᠴᠠᠭ᠋ᠠᠨ ᠰᠢᠬᠢᠷ᠎ᠢ ᠪᠤᠴᠠᠯᠤᠭᠰᠠᠨ ᠤᠰᠤᠨ᠎ᠳᠤ ᠬᠢᠵᠦ ᠤᠤᠭᠤᠪᠠᠯ ᠠᠷᠢᠬᠢ ᠵᠢ ᠲᠠᠢ᠌ᠯᠤᠨ ᠲᠠᠷᠢᠬᠢ ᠲᠣᠯᠣᠭ᠋ᠠᠢ ᠵᠢ ᠰᠡᠷᠭᠦᠭᠡᠳᠡᠭ᠃

2. ᠨᠣᠭᠣᠭ᠋ᠠᠨ ᠪᠤᠷᠴᠠᠭ ᠵᠶ᠋ᠠᠷ ᠠᠷᠢᠬᠢ ᠲᠠᠢ᠌ᠯᠬᠤ᠄ ᠵᠣᠬᠢᠬᠤ ᠬᠡᠮᠵᠢᠶᠡᠨ᠎ᠤ ᠨᠣᠭᠣᠭ᠋ᠠᠨ ᠪᠤᠷᠴᠠᠭ᠎ᠢ ᠤᠬᠢᠶᠠᠵᠤ ᠴᠡᠪᠡᠷᠯᠡᠨ᠂ ᠨᠢᠴᠠᠯᠵᠤ ᠨᠠᠢ᠌ᠷᠠᠭᠤᠯᠤᠭ᠋ᠠᠳ ᠪᠤᠴᠠᠯᠤᠭᠰᠠᠨ ᠤᠰᠤᠨ᠎ᠳᠤ ᠬᠢᠵᠦ ᠤᠤᠭᠤᠬᠤ ᠪᠤᠶᠤ ᠴᠢᠨᠠᠵᠤ ᠤᠤᠭᠤᠨ᠎ᠠ᠃

3. ᠳᠠᠪᠤᠰᠤ᠎ᠪᠠᠷ ᠠᠷᠢᠬᠢ ᠲᠠᠢ᠌ᠯᠬᠤ᠄ ᠶᠡᠬᠡ ᠬᠡᠮᠵᠢᠶᠡᠨ᠎ᠤ ᠠᠷᠢᠬᠢ ᠤᠤᠭᠤᠭ᠋ᠠᠳ ᠵᠣᠪᠠᠭᠤᠷᠢᠯᠠᠵᠤ ᠪᠠᠢ᠌ᠭ᠎ᠠ ᠪᠣᠯ ᠪᠤᠴᠠᠯᠤᠭᠰᠠᠨ ᠤᠰᠤᠨ᠎ᠳᠤ ᠳᠠᠪᠤᠰᠤ ᠬᠢᠵᠦ ᠤᠭᠤᠪᠠᠯ ᠳᠠᠷᠤᠢ᠎ᠳᠤ᠎ᠨᠢ ᠠᠷᠢᠬᠢ᠎ᠨᠢ ᠲᠠᠢ᠌ᠯᠤᠭᠳᠠᠨ᠂ ᠲᠠᠷᠢᠬᠢ ᠲᠣᠯᠣᠭ᠋ᠠᠢ ᠰᠡᠷᠭᠦᠳᠡᠭ᠃

4. ᠵᠦᠷᠵᠢ ᠵᠢᠨ ᠬᠠᠯᠢᠰᠤ᠎ᠪᠠᠷ ᠠᠷᠢᠬᠢ ᠲᠠᠢ᠌ᠯᠬᠤ᠄ ᠵᠦᠷᠵᠢ ᠵᠢᠨ ᠬᠠᠯᠢᠰᠤ ᠵᠢ ᠬᠠᠲᠠᠭ᠋ᠠᠵᠤ ᠨᠠᠢ᠌ᠷᠠᠭᠤᠯᠤᠨ᠂ 1.5 ᠭ᠋ᠷᠡᠮ ᠳᠠᠪᠤᠰᠤ ᠬᠢᠵᠦ ᠴᠢᠨᠠᠵᠤ ᠤᠭᠤᠨ᠎ᠠ᠃

5. ᠬᠦᠴᠦᠲᠡᠢ ᠰᠣᠷᠭᠣᠭ ᠵᠦᠷᠵᠢ᠎ᠪᠠᠷ ᠠᠷᠢᠬᠢ ᠲᠠᠢ᠌ᠯᠬᠤ᠄ 3᠎ᠠᠴᠠ 5 ᠵᠦᠷᠵᠢ ᠪᠤᠶᠤ ᠬᠦᠴᠦᠲᠡᠢ ᠵᠦᠷᠵᠢ ᠵᠢᠨ ᠬᠠᠯᠢᠰᠤ ᠵᠢ᠎ᠨᠢ ᠱᠠᠭ᠋ᠠᠯᠠᠵᠤ ᠰᠢᠭᠤᠳ ᠢᠳᠡᠬᠦ ᠪᠤᠶᠤ ᠰᠢᠭᠦᠰᠦ ᠵᠢ᠎ᠨᠢ ᠤᠤᠭᠤᠵᠤ ᠪᠣᠯᠣᠨ᠎ᠠ᠃

6. ᠴᠠᠭ᠋ᠠᠨ ᠯᠣᠣᠪᠠᠩ ᠵᠶ᠋ᠠᠷ ᠠᠷᠢᠬᠢ ᠲᠠᠢ᠌ᠯᠬᠤ᠄ ᠴᠠᠭ᠋ᠠᠨ ᠯᠣᠣᠪᠠᠩ᠎ᠢ ᠲᠥᠭᠦᠬᠡᠢ᠎ᠪᠠᠷ ᠢᠳᠡᠬᠦ ᠪᠤᠶᠤ ᠴᠠᠭ᠋ᠠᠨ ᠯᠣᠣᠪᠠᠩ᠎ᠤᠨ ᠰᠢᠭᠦᠰᠦᠨ᠎ᠳᠤ ᠪᠤᠷᠠᠮ ᠬᠢᠵᠦ ᠵᠣᠬᠢᠰᠲᠠᠢ ᠤᠤᠭᠤᠵᠤ ᠪᠣᠯᠣᠨ᠎ᠠ᠃

7. ᠨᠠᠩᠭᠢᠶᠠᠳ ᠠᠷᠤᠷ᠎ᠠ᠎ᠪᠠᠷ ᠠᠷᠢᠬᠢ ᠲᠠᠢ᠌ᠯᠬᠤ᠄ ᠨᠠᠩᠭᠢᠶᠠᠳ ᠠᠷᠤᠷ᠎ᠠ ᠵᠢᠨ ᠬᠠᠯᠢᠰᠤ ᠪᠣᠯᠤᠨ ᠦᠷ᠎ᠡ ᠵᠢ᠎ᠨᠢ ᠠᠪᠴᠤ ᠬᠠᠶᠠᠭ᠋ᠠᠳ ᠴᠢᠨᠠᠵᠤ ᠤᠤᠭᠤᠨ᠎ᠠ᠃

8. ᠰᠢᠬᠢᠷᠯᠢᠭ ᠲᠥᠮᠦᠰᠦ᠎ᠪᠠᠷ ᠠᠷᠢᠬᠢ ᠲᠠᠢ᠌ᠯᠬᠤ᠄ ᠲᠥᠭᠦᠬᠡᠢ ᠰᠢᠬᠢᠷᠯᠢᠭ ᠲᠥᠮᠦᠰᠦ ᠵᠢ ᠨᠢᠴᠠᠯᠵᠤ ᠨᠠᠢ᠌ᠷᠠᠭᠤᠯᠤᠨ᠂ ᠵᠣᠬᠢᠬᠤ ᠴᠠᠭ᠋ᠠᠨ ᠰᠢᠬᠢᠷ ᠬᠢᠵᠦ ᠬᠤᠳᠬᠤᠵᠤ ᠵᠢᠭᠤᠷᠠᠭ᠋ᠠᠳ ᠤᠤᠭᠤᠨ᠎ᠠ᠃

9. ᠰᠣᠷᠭᠣᠭ ᠯᠢᠩᠬ᠍ᠸ᠎ᠠ ᠵᠢᠨ ᠦᠨᠳᠦᠰᠦ᠎ᠪᠠᠷ ᠠᠷᠢᠬᠢ ᠲᠠᠢ᠌ᠯᠬᠤ᠄ ᠰᠣᠷᠭᠣᠭ ᠯᠢᠩᠬ᠍ᠸ᠎ᠠ ᠵᠢᠨ ᠦᠨᠳᠦᠰᠦ ᠵᠢ ᠤᠬᠢᠶᠠᠵᠤ ᠴᠡᠪᠡᠷᠯᠡᠭᠡᠳ ᠨᠢᠴᠠᠯᠵᠤ ᠨᠠᠢ᠌ᠷᠠᠭᠤᠯᠤᠨ ᠰᠢᠭᠦᠰᠦ ᠵᠢ᠎ᠨᠢ ᠤᠤᠭᠤᠨ᠎ᠠ᠃

10. ᠠᠯᠢᠮ᠎ᠠ᠎ᠪᠠᠷ ᠠᠷᠢᠬᠢ ᠲᠠᠢ᠌ᠯᠬᠤ᠄ ᠠᠯᠢᠮ᠎ᠠ ᠵᠢ ᠰᠢᠭᠤᠳ ᠢᠳᠡᠬᠦ ᠪᠤᠶᠤ ᠰᠢᠭᠦᠰᠦ ᠵᠢ᠎ᠨᠢ ᠤᠤᠭᠤᠵᠤ ᠪᠣᠯᠣᠨ᠎ᠠ᠃

11. ᠪᠤᠳᠠᠭ᠋ᠠᠨ ᠰᠦᠮᠦᠰᠦ ᠪᠤᠶᠤ ᠰᠢᠩᠭᠡᠨ ᠪᠤᠳᠠᠭ᠎ᠠ᠎ᠪᠠᠷ ᠠᠷᠢᠬᠢ ᠲᠠᠢ᠌ᠯᠬᠤ᠄ ᠥᠳᠭᠡᠨ ᠰᠢᠭ ᠪᠤᠳᠠᠭ᠋ᠠᠨ ᠰᠦᠮᠦᠰᠦ ᠪᠤᠶᠤ ᠰᠢᠩᠭᠡᠨ ᠪᠤᠳᠠᠭ᠋ᠠᠨ᠎ᠳᠤ ᠪᠠᠭ᠎ᠠ ᠰᠠᠭ᠎ᠠ ᠴᠠᠭ᠋ᠠᠨ ᠰᠢᠬᠢᠷ ᠬᠢᠵᠦ ᠤᠤᠭᠤᠵᠤ ᠪᠣᠯᠣᠨ᠎ᠠ᠃

ᠠᠩᠬᠠᠨ᠎ᠤ ᠬᠢᠨᠠᠭ᠍ᠴᠢ᠄  ᠸᠠᠩ  

     

     

ᠢᠷᠡᠯᠲᠡ᠄ ᠠᠯᠠᠱᠠ ᠵᠡᠭᠦᠨ ᠬᠣᠱᠢᠭᠤᠨ᠎ᠤ ᠠᠷᠠᠳ᠎ᠤᠨ ᠵᠠᠰᠠᠭ᠎ᠤᠨ ᠣᠷᠳᠣᠨ
Baidu
map