ᠵᠢᠷᠮᠤᠰᠤᠨ ᠬᠤᠭᠤᠴᠠᠭ᠋ᠠᠨ᠎ᠳᠠᠬᠢ ᠪᠦᠬᠡᠯᠵᠢᠬᠦ ᠵᠢ ᠨᠠᠮᠳᠠᠭᠤᠯᠬᠤ
ᠨᠡᠶ᠋ᠢᠲᠡᠯᠡᠭᠰᠡᠨ ᠴᠠᠭ᠄ 2026-07-28

ᠤᠯᠠᠨᠭ᠌ᠬᠢ ᠵᠢᠷᠮᠤᠰᠤᠨ ᠠ᠋ᠮᠡᠭᠳᠡᠢ ᠵᠢᠨ ᠠ᠋ᠬᠢᠨ᠎ᠤ ᠬᠤᠭᠤᠴᠠᠭ᠎ᠠ᠂ ᠶᠡᠷᠤ᠎ᠳᠤ᠎ᠪᠠᠨ ᠰᠡᠷ᠎ᠠ ᠵᠢᠨ ᠭ᠋ᠭᠢᠷ ᠵᠤᠭᠰᠤᠭᠰᠠᠨ᠎ᠤ ᠳᠠᠷᠠᠭ᠋ᠠᠬᠢ 6 — 18 ᠭᠠᠷᠠᠭ᠎ᠤᠨ ᠦᠶ᠎ᠠ᠎ᠳᠤ ᠵᠢᠭ᠋ᠠᠬᠠᠨ ᠬᠤᠭᠤᠯᠠ ᠭᠤᠯᠤᠬᠤ᠂ ᠢᠳᠡᠬᠡᠨ᠎ᠤ ᠳᠤᠷᠠᠰᠢᠯ ᠳᠤᠭᠳᠠᠪᠤᠷᠢ ᠦᠬᠡᠢ᠂ ᠳᠤᠷ᠎ᠠ ᠪᠤᠯᠬᠢᠵᠤ ᠪᠦᠬᠡᠯᠵᠢᠬᠦ᠂ ᠳᠤᠯᠤᠭ᠋ᠠᠢ ᠠ᠋ᠷᠬᠢᠬᠦ ᠵᠢᠴᠢ ᠶᠠᠳᠠᠷᠠᠬᠤ ᠵᠡᠷᠬᠡ ᠪᠠᠢ᠍ᠢ᠍ᠳᠠᠯ ᠢᠯᠡᠷᠡᠳᠡᠭ᠃ ᠠ᠋ᠨᠡ ᠪᠤᠯ ᠨᠢᠬᠡ ᠵᠦᠢ᠍ᠯ᠎ᠤᠨ ᠮᠠᠬᠠᠪᠤᠳ᠎ᠤᠨ ᠤᠷᠪᠠᠯ ᠪᠤᠯᠤᠨ᠎ᠠ᠂ ᠠ᠋ᠬᠦᠨ᠎ᠢ ᠵᠢᠷᠮᠤᠰᠤᠨ᠎ᠤ ᠤᠷᠪᠠᠯ ᠬᠡᠳᠡᠭ᠃

ᠵᠢᠷᠮᠤᠰᠤᠨ᠎ᠤ ᠤᠷᠪᠠᠯ᠎ᠢ ᠨᠠᠮᠳᠠᠭᠤᠯᠬᠤ ᠠᠷᠭ᠎ᠠ ᠬᠡᠪᠠᠯ᠄

ᠨᠢᠬᠡ᠎ᠳᠤ᠂ ᠪᠡᠶ᠎ᠠ ᠰᠡᠳᠬᠢᠯ ᠵᠢᠠᠨ ᠠᠮᠤᠷᠵᠢᠭᠤᠯᠬᠤ᠃ ᠠᠭᠤᠳᠠᠮᠴᠢ ᠰᠠᠨᠠᠭ᠎ᠠ ᠰᠡᠳᠬᠢᠯ ᠵᠢᠡᠷ ᠠ᠋ᠨᠡ ᠬᠦ᠌ ᠬᠤᠭᠤᠴᠠᠭ᠎ᠠ ᠵᠢ ᠦᠨᠭᠬᠡᠷᠡᠬᠦᠯᠵᠤ᠂ ᠰᠠᠨᠳᠤᠷᠴᠤ ᠪᠠᠴᠢᠮᠳᠠᠬᠤ ᠠ᠋ᠷᠡᠬᠦᠯ ᠪᠤᠰᠤ ᠰᠡᠳᠬᠢᠯᠬᠡ ᠵᠢ ᠦᠭᠡᠢ ᠪᠤᠯᠭ᠋ᠠᠨ᠂ ᠠᠮᠠᠷᠠᠬᠤ ᠴᠠᠭ ᠵᠢᠠᠨ ᠳᠤᠬᠢᠷᠠᠭᠤᠯᠤᠨ ᠬᠦᠢ᠍ᠴᠡᠳ ᠤᠨᠳᠠᠬᠤ ᠬᠡᠷᠡᠭᠳᠡᠢ᠃

ᠬᠤᠶᠠᠷ᠎ᠲᠤ᠂ ᠮᠢᠬ᠎ᠠ ᠳᠤᠰᠤ ᠪᠠᠭ᠎ᠠ ᠮᠦᠷᠳᠡᠬᠡᠨ ᠠᠮᠠᠷᠬᠠᠨ ᠰᠢᠨᠭᠬᠡᠬᠦ ᠢᠳᠡᠬᠡᠨ᠎ᠢ ᠰᠤᠨᠭ᠌ᠭᠤᠵᠤ᠂ ᠤᠯᠠᠨ ᠠ᠋ᠷᠡᠨ ᠬᠤᠪᠢᠶᠠᠵᠤ ᠪᠠᠭ᠎ᠠ ᠢᠳᠡᠬᠦ᠂ ᠦᠷᠬᠦᠯᠵᠢ ᠢᠳᠡᠬᠡᠨ᠎ᠤ ᠬᠡᠯᠪᠡᠷᠢ᠎ᠪᠠᠨ ᠦᠬᠡᠷᠡᠴᠢᠯᠡᠪᠡᠯ ᠳᠤᠷᠠᠰᠢᠯ᠎ᠢ ᠰᠠᠢ᠍ᠢ᠍ᠵᠢᠷᠠᠭᠤᠯᠬᠤ᠎ᠳᠤ ᠳᠤᠰᠠᠳᠠᠢ᠃

ᠭᠤᠷᠪᠡ᠎ᠳᠤ᠂ ᠠ᠋ᠮᠴᠢ ᠵᠢᠨ ᠵᠢᠯᠤᠭᠤᠳᠤᠯᠭ᠎ᠠ ᠳᠤᠤᠷ᠎ᠠ ᠸᠢᠲ᠋ᠠᠮᠢᠨ B1 ᠪᠠ B6 ᠵᠢ ᠤᠤᠭᠤᠪᠠᠯ ᠪᠦᠬᠡᠯᠵᠢᠰᠤ ᠬᠦᠷᠬᠦ ᠵᠢ ᠨᠠᠮᠳᠠᠭᠤᠯᠬᠤ᠎ᠳᠤ ᠨᠢᠬᠡ ᠬᠡᠮᠵᠢᠶᠡᠨ᠎ᠤ ᠬᠠᠪᠰᠤᠷᠤᠮᠵᠢ ᠪᠤᠯᠳᠠᠭ᠃

ᠰᠠᠨᠠᠭᠤᠯᠬᠤ ᠵᠦᠢ᠍ᠯ᠄ ᠬᠡᠷᠪᠡ ᠵᠢᠷᠮᠤᠰᠤᠨ ᠬᠤᠭᠤᠴᠠᠭ᠋ᠠᠨ᠎ᠳᠤ ᠪᠦᠬᠡᠯᠵᠢᠬᠦ᠎ᠨᠢ ᠪᠠᠭ᠎ᠠ ᠮᠦᠷᠳᠡᠬᠡᠨ ᠠᠮᠢᠳᠤᠷᠠᠯ ᠠᠵᠢᠯ᠎ᠢ ᠳᠡᠮᠡᠢ ᠨᠦᠯᠦᠬᠡᠯᠡᠬᠦ ᠦᠬᠡᠢ ᠶᠤᠮ ᠪᠤᠯ ᠤᠯᠠᠨᠭ᠌ᠬᠢ᠎ᠳᠤ᠎ᠪᠠᠨ ᠠ᠋ᠮᠨᠡᠬᠦᠯᠬᠦ ᠴᠢᠬᠤᠯᠠ ᠦᠬᠡᠢ᠃ ᠬᠡᠪᠡᠴᠤ ᠬᠡᠷᠪᠡ ᠪᠦᠬᠡᠯᠵᠢᠬᠦ᠎ᠨᠢ ᠬᠡᠴᠡᠬᠦᠤ ᠪᠦᠬᠡᠳ ᠠ᠋ᠬᠦᠨ᠎ᠠᠴᠠ ᠪᠤᠯᠵᠤ ᠤᠰᠤ ᠠᠯᠳᠠᠬᠤ᠂ ᠪᠡᠶ᠎ᠠ ᠰᠢᠭᠤᠷᠠᠬᠤ᠂ ᠳᠤᠯᠤᠭ᠋ᠠᠢ ᠠ᠋ᠷᠬᠢᠬᠦ᠂ ᠳᠠᠮᠢᠷ ᠠᠯᠳᠠᠷᠠᠬᠤ ᠪᠤᠶᠤ ᠵᠢᠷᠤᠬᠡᠨ ᠴᠤᠬᠢᠯᠭ᠎ᠠ ᠳᠦᠷᠬᠡᠰᠬᠦ ᠵᠡᠷᠬᠡ ᠪᠠᠢ᠍ᠢ᠍ᠳᠠᠯ ᠢᠯᠠᠷᠠᠪᠠᠯ ᠳᠠᠷᠤᠢ᠎ᠳᠤ᠎ᠨᠢ ᠠ᠋ᠮᠨᠡᠯᠬᠡ᠎ᠳᠤ ᠬᠦᠷᠴᠤ ᠪᠠᠢ᠍ᠢ᠍ᠴᠠᠭ᠋ᠠᠯᠭ᠋ᠠᠪᠠᠯ ᠵᠤᠬᠢᠨ᠎ᠠ᠃

ᠠᠩᠬᠠᠨ᠎ᠤ ᠬᠢᠨᠠᠭ᠍ᠴᠢ᠄  ᠸᠠᠩ  

     

     

ᠢᠷᠡᠯᠲᠡ᠄ ᠠᠯᠠᠱᠠ ᠵᠡᠭᠦᠨ ᠬᠣᠱᠢᠭᠤᠨ᠎ᠤ ᠠᠷᠠᠳ᠎ᠤᠨ ᠵᠠᠰᠠᠭ᠎ᠤᠨ ᠣᠷᠳᠣᠨ
Baidu
map