ᠨᠢᠭᠤᠷ ᠵᠢᠨᠨ ᠤᠯᠠᠢ᠍ᠢ᠍ᠲᠠᠯ᠎ᠠ ᠠᠷᠢᠬᠢ ᠤᠤᠭᠤᠬᠤ ᠵᠢᠨ ᠬᠤᠤᠷ
ᠨᠡᠶ᠋ᠢᠲᠡᠯᠡᠭᠰᠡᠨ ᠴᠠᠭ᠄ 2026-08-03

ᠠᠷᠢᠬᠢ ᠤᠤᠭᠤᠭ᠋ᠠᠳ ᠨᠢᠭᠤᠷ ᠤᠯᠠᠢ᠍ᠢ᠍ᠵᠤ ᠪᠠᠢ᠍ᠢ᠍ᠬᠤ ᠵᠢ ᠤᠯᠠᠩᠬᠢ ᠬᠦᠮᠦᠰ 《ᠠᠷᠢᠬᠢ ᠲᠤᠬᠢᠷᠠᠵᠤ ᠪᠠᠢ᠍ᠢ᠍ᠨ᠎ᠠ》᠂ 《ᠠᠷᠢᠬᠢ ᠰᠠᠢ᠍ᠢ᠍ᠨ ᠲᠠᠭ᠋ᠠᠭ᠋ᠠᠳᠠᠭ ᠬᠦᠮᠦᠨ ᠶᠤᠮ ᠪᠠᠢ᠍ᠢ᠍ᠨ᠎ᠠ》᠂ 《ᠤᠳᠤ ᠤᠯᠠᠢ᠍ᠢ᠍ᠵᠤ ᠪᠠᠢ᠍ᠢ᠍ᠭ᠋ᠠᠳ ᠴᠠᠢ᠍ᠢ᠍ᠷᠠᠭ᠋ᠠᠳ ᠢᠷᠡᠪᠡᠯ ᠤᠯᠠᠮ ᠰᠠᠢ᠍ᠢ᠍ᠨ ᠤᠤᠭᠤᠨ᠎ᠠ ᠳ᠋ᠠ》 ᠭᠡᠬᠦ ᠵᠡᠷᠬᠡ᠎ᠪᠠᠷ ᠶᠠᠷᠢᠬᠤ᠎ᠨᠢ ᠤᠯᠠᠨ ᠲᠠᠭ᠋ᠠᠷᠠᠯᠳᠤᠳᠠᠭ᠃ ᠠ᠋ᠨᠡ᠎ᠨᠢ ᠦᠨᠡᠨᠳᠡᠭᠡᠨ ᠠᠷᠢᠬᠢ ᠤᠤᠭᠤᠭ᠋ᠠᠳ ᠨᠢᠭᠤᠷ ᠤᠯᠠᠢ᠍ᠢ᠍ᠬᠤ ᠲᠤᠬᠠᠢ ᠠ᠋ᠨᠳᠡᠬᠦᠦ ᠤᠢ᠍ᠢ᠍ᠯᠠᠭ᠋ᠠᠯᠳᠠ ᠪᠠᠢ᠍ᠢ᠍ᠵᠤ᠂ ᠠᠷᠢᠬᠢ ᠤᠤᠭᠤᠭᠰᠠᠨ᠎ᠤ ᠳᠠᠷᠠᠭ᠎ᠠ ᠨᠢᠭᠤᠷ ᠤᠯᠠᠢ᠍ᠢ᠍ᠬᠤ᠎ᠨᠢ ᠲᠤᠬᠢᠷᠠᠵᠤ ᠪᠠᠢ᠍ᠢ᠍ᠭ᠎ᠠ ᠪᠢᠰᠢ ᠬᠠᠷᠢᠨ ᠠ᠋ᠷᠡᠬᠦᠯ ᠮᠡᠨᠳᠦ ᠵᠢᠨ ᠬᠡᠪ᠎ᠤᠨ ᠪᠤᠰᠤ ᠨᠦᠯᠦᠬᠡ ᠭᠠᠷᠴᠤ ᠪᠠᠢ᠍ᠢ᠍ᠬᠤ ᠵᠢ ᠮᠡᠳᠡᠯᠳᠡᠢ᠃

ᠲᠤᠰᠬᠠᠢ ᠮᠡᠷᠬᠡᠵᠢᠯᠳᠡᠳ᠎ᠤᠨ ᠤᠨᠤᠰᠢᠯᠠᠭᠰᠠᠨ ᠵᠢᠡᠷ᠂ ᠠᠷᠢᠬᠢ ᠤᠤᠭᠤᠭᠰᠠᠨ᠎ᠤ ᠲᠠᠷᠠᠭ᠎ᠠ ᠨᠢᠭᠤᠷ ᠤᠯᠠᠢ᠍ᠢ᠍ᠵᠤ ᠪᠠᠢ᠍ᠢ᠍ᠪᠠᠯ ᠴᠢᠰᠤᠨ ᠲᠠᠷᠤᠯᠳᠠ ᠦᠨᠳᠦᠷᠵᠢᠬᠦ ᠪᠠᠢ᠍ᠢ᠍ᠳᠠᠯ ᠶᠡᠬᠡ ᠭᠠᠷᠳᠠᠭ᠃ ᠲᠤᠰᠬᠠᠢ ᠮᠠᠷᠭᠡᠵᠢᠯᠲᠠᠳ ᠠ᠋ᠨᠡ ᠳ᠋ᠦᠨᠭᠨᠡᠯᠳᠡ ᠵᠢ 1763 ᠰᠤᠯᠤᠩᠭᠤᠰ ᠬᠦᠮᠦᠨ᠎ᠳᠤ ᠲᠤᠷᠰᠢᠯᠳᠠ ᠬᠢᠵᠦ ᠬ᠋ᠠᠷᠭ᠋ᠠᠬᠰᠡᠨ ᠪᠠᠶ᠋ᠢᠨ᠎ᠠ᠃ ᠲᠠᠳᠠᠭᠡᠷ 1763 ᠬᠦᠮᠦᠨ᠎ᠤ 527᠎ᠨᠢ ᠠᠷᠢᠬᠢ ᠣᠣᠭᠤᠭ᠋ᠠᠳ ᠤᠯᠠᠶ᠋ᠢᠳᠠᠭ ᠪᠠᠶ᠋ᠢᠬᠰᠡᠨ ᠪᠤᠯ 948᠎ᠨᠢ ᠤᠯᠠᠶ᠋ᠢᠳᠠᠭ ᠦᠭᠡᠢ᠂ 288᠎ᠨᠢ ᠠᠷᠢᠬᠢ ᠣᠬᠳᠥ ᠤᠤᠭᠤᠳᠠᠭ ᠦᠭᠡᠢ ᠪᠠᠶ᠋ᠢᠬᠰᠡᠨ ᠭᠡᠨ᠎ᠠ᠃ ᠬᠡᠷᠪᠠ ᠠᠷᠢᠬᠢ ᠣᠣᠭᠤᠭ᠋ᠠᠳ ᠤᠯᠠᠶ᠋ᠢᠳᠠᠭ ᠬᠦᠮᠦᠰ ᠲᠣᠯᠣᠭ᠋ᠠᠨ ᠭ᠋ᠤᠨᠤᠬ᠎ᠲᠤ ᠳᠦᠷᠪᠡ᠎ᠠᠴᠠ ᠳᠠᠭᠡᠭᠰᠢ ᠬᠤᠨᠳᠠᠭ᠎ᠠ ᠠᠷᠢᠬᠢ ᠣᠣᠭᠤᠳᠠᠬ ᠪᠠᠶ᠋ᠢᠬᠰᠡᠨ ᠪᠤᠯ ᠴᠢᠰᠤᠨ ᠳᠡᠷᠤᠯᠲᠠ᠎ᠨᠢ ᠶᠡᠬᠡᠳᠬᠦ ᠮᠡᠭ᠋ᠠᠳᠯᠡᠯ ᠭ᠋ᠤᠶᠡᠷ ᠲᠡᠬᠢᠨ ᠨᠠᠮᠡᠭᠳᠠᠳᠡᠭ ᠪᠤᠯᠬᠤ᠎ᠨᠢ ᠲᠤᠭᠳᠠᠭ᠋ᠠᠭᠳᠠᠪᠠ᠃ ᠭ᠋ᠠᠷᠢᠨ ᠨᠢᠭᠤᠷ᠎ᠨᠢ ᠤᠯᠠᠶ᠋ᠢᠳᠠᠭ ᠦᠭᠡᠢ ᠬᠦᠮᠦᠰ ᠲᠣᠯᠣᠭ᠋ᠠᠨ ᠭ᠋ᠤᠨᠤᠬ᠎ᠲᠤ ᠨᠡᠢ᠍ᠮᠡ᠎ᠠᠴᠠ ᠳᠠᠭᠡᠭᠰᠢ ᠬᠤᠨᠳᠠᠭ᠎ᠠ ᠠᠷᠢᠬᠢ ᠣᠣᠭᠤᠪᠠᠯ ᠳᠡᠷᠤᠯᠲᠠ᠎ᠨᠢ ᠶᠠᠭᠡᠳᠴᠦ᠂ ᠴᠢᠰᠤ ᠭ᠋ᠠᠷᠪᠤᠬᠤ ᠠᠶᠤᠯ ᠨᠠᠮᠡᠭᠳᠠᠳᠡᠭ ᠪᠠᠶ᠋ᠢᠵᠡᠢ᠃ ᠤᠤᠯ᠎ᠨᠢ ᠬᠦᠮᠦᠨ ᠠᠷᠢᠬᠢᠨ᠎ᠤ ᠰᠫᠢᠷᠲ ᠵᠢ ᠵᠠᠳᠠᠯᠬᠤ ᠴᠢᠳᠡᠪᠤᠷᠢ ᠦᠭᠡᠢ ᠪᠤᠯᠬᠤ᠎ᠪᠠᠷ ᠵᠢᠡᠨ ᠨᠢᠭᠤᠷ ᠴᠢᠷᠡᠢ᠎ᠨᠢ ᠤᠯᠠᠶ᠋ᠢᠳᠠᠭ ᠪᠠᠢ᠍ᠢ᠍ᠨ᠎ᠠ᠃ ᠵᠠᠳᠠᠷᠠᠭ᠎ᠠ ᠦᠭᠡᠢ ᠲᠡᠳᠡᠭᠡᠷ ᠪᠤᠳᠠᠰ᠎ᠨᠢ ᠪᠠᠶ᠎ᠠ ᠮᠠᠭ᠍ᠠᠪᠤᠳ ᠲᠤᠳᠤᠷ᠎ᠠ ᠬᠤᠷᠠᠮᠳᠤᠵᠦ ᠠ᠋ᠬᠢᠯᠠᠳᠡᠭ ᠪᠦᠭᠡᠳ ᠢᠩᠬᠢᠭᠰᠡᠨ ᠵᠶ᠋ᠠᠷ ᠰᠤᠳᠠᠰᠤ ᠵᠢ ᠨᠠᠷᠢᠰᠬᠠᠨ᠂ ᠴᠢᠰᠤᠨ᠎ᠤ ᠠ᠋ᠷᠭᠢᠯᠳᠡ ᠵᠢ ᠪᠠᠭ᠋ᠠᠰᠬᠠᠳᠠᠬ ᠶᠤᠮ᠃ ᠲᠡᠭᠡᠭᠡᠳ ᠬ᠋ᠤᠣᠯ ᠠ᠋ᠷᠬᠡᠳᠡᠨ᠎ᠨᠤᠭᠤᠳ᠎ᠲᠤ ᠣᠴᠢᠬᠤ ᠴᠢᠰᠤᠨ᠎ᠤ ᠬᠡᠮᠵᠢᠶ᠎ᠠ ᠪᠠᠭ᠋ᠠᠰᠴᠤ᠂ ᠪᠠᠶ᠎ᠠ ᠮᠠᠭ᠍ᠠᠪᠤᠳ ᠠ᠋ᠬᠦᠨ᠎ᠢ ᠵᠤᠬᠢᠴᠠᠭᠤᠯᠬᠤ᠎ᠪᠠᠷ ᠴᠢᠰᠦᠨ ᠳᠡᠷᠤᠯᠲᠠ ᠨᠡᠮᠡᠭᠳᠡᠬᠦ᠎ᠳᠤ ᠬᠦᠷᠭᠡᠬᠦ ᠪᠤᠳᠠᠰ᠎ᠢ ᠢᠯᠭ᠋ᠠᠷᠠᠭᠤᠯᠳᠠᠭ ᠪᠠᠢ᠍ᠢ᠍ᠨ᠎ᠠ᠃

ᠶᠡᠷᠦᠨᠢ ᠠᠷᠢᠬᠢ ᠤᠤᠭᠤᠪᠠᠯ ᠨᠢᠭᠤᠷ ᠤᠯᠠᠢ᠍ᠢ᠍ᠬᠤ᠎ᠨᠢ ᠬᠦᠮᠦᠨ᠎ᠤ ᠪᠡᠶ᠎ᠡ᠎ᠳᠤ ᠮᠠᠰᠢ ᠮᠠᠭᠤ ᠨᠦᠯᠦᠬᠡ᠎ᠲᠠᠢ᠎ᠪᠠᠷ ᠪᠠᠷᠠᠬᠤ ᠦᠬᠡᠢ ᠠᠷᠢᠬᠢᠨ ᠰᠫᠢᠷᠲ ᠬᠡᠳᠦᠷᠡᠪᠡᠯ ᠬᠡᠨ᠎ᠳᠤ ᠴᠤ᠌ ᠠᠰᠢᠭ ᠦᠬᠡᠢ ᠤᠴᠢᠷ᠎ᠠᠴᠠ ᠠᠷᠢᠬᠢ ᠵᠢ ᠪᠠᠭ᠎ᠠ ᠠ᠋ᠳ᠋ᠯᠡᠬᠦ᠎ᠨᠢ ᠬᠡᠨ ᠪᠦᠬᠦᠳᠡ᠎ᠳᠤ ᠠᠰᠢᠭᠳᠠᠢ ᠶᠤᠮ᠃ ᠠᠷᠢᠬᠢᠨ᠎ᠠᠴᠠ ᠪᠤᠯᠵᠤ ᠨᠢᠭᠤᠷ ᠤᠯᠠᠢ᠍ᠢ᠍ᠨ᠂ ᠲᠤᠳᠤᠷ᠎ᠠ ᠪᠠᠴᠢᠮᠳᠠᠨ ᠰᠠᠨᠳᠤᠷᠴᠤ᠂ ᠦᠪᠡᠷ᠎ᠤᠨ ᠪᠡᠶ᠎ᠡ᠎ᠪᠠᠨ ᠵᠤᠪᠠᠭ᠋ᠠᠬᠤ ᠵᠢᠨ ᠤᠷᠤᠨ᠎ᠳᠤ ᠠᠷᠢᠬᠢᠨ᠎ᠠᠴᠠ ᠵᠠᠢ᠍ᠢ᠍ᠯᠠᠰᠬᠢᠵᠤ ᠠ᠋ᠷᠡᠬᠦᠯ ᠮᠡᠨᠳᠦ᠎ᠪᠠᠨ ᠬᠠᠮᠠᠭ᠋ᠠᠯᠠᠪᠠᠯ ᠵᠤᠬᠢᠰᠳᠠᠢ᠃ ᠲᠡᠬᠦᠨᠴᠢᠯᠡᠨ ᠠᠷᠢᠬᠢᠨ᠎ᠠᠴᠠ ᠪᠤᠯᠵᠤ ᠪᠡᠶ᠎ᠡ ᠮᠠᠭᠤᠳᠠᠬᠤ᠂ ᠡᠪᠡᠳᠴᠢᠯᠡᠬᠦ᠂ ᠬᠡᠷᠡᠬᠦᠯ ᠵᠤᠳᠤᠭ᠋ᠠᠨ ᠭᠠᠷᠬᠤ᠂ ᠬᠡᠷᠡᠭ ᠤᠴᠢᠷ ᠠ᠋ᠬᠦᠰᠬᠦ ᠶᠠᠪᠤᠳᠠᠯ ᠠᠮᠢᠳᠤᠷᠠᠯ ᠲᠤᠮᠳᠠ ᠵᠦᠨᠭᠳᠡᠭᠡᠨ ᠲᠠᠭ᠋ᠠᠷᠠᠯᠳᠤᠵᠤ ᠪᠠᠢ᠍ᠢ᠍ᠳᠠᠭ᠎ᠠᠴᠠ ᠬᠦᠮᠦᠨ ᠪᠦᠬᠦᠨ ᠬᠤᠪᠢ ᠪᠡᠶ᠎ᠡ᠎ᠠᠴᠠ᠎ᠪᠠᠨ ᠠ᠋ᠬᠢᠯᠡᠨ ᠠᠷᠢᠬᠢᠨ᠎ᠠᠴᠠ ᠵᠠᠢ᠍ᠢ᠍ᠳᠠᠵᠤ᠂ ᠬᠠᠵᠠᠭᠤ ᠬᠠᠪᠢ ᠵᠢᠨ ᠬᠦᠮᠦᠰ ᠵᠢᠡᠨ ᠴᠤ᠌ ᠠᠷᠢᠬᠢ᠎ᠪᠠᠷ ᠪᠢᠳᠡᠬᠡᠢ ᠱᠠᠯᠠᠶ᠎ᠠ᠂ ᠨᠢᠭᠤᠷ ᠤᠯᠠᠢ᠍ᠢ᠍ᠬᠤ᠎ᠨᠢ ᠠᠷᠢᠬᠢ ᠲᠤᠬᠢᠷᠠᠵᠤ ᠪᠠᠢ᠍ᠢ᠍ᠭ᠎ᠠ ᠤᠴᠢᠷ ᠪᠢᠰᠢ ᠰᠢᠦ!

ᠠᠩᠬᠠᠨ᠎ᠤ ᠬᠢᠨᠠᠭ᠍ᠴᠢ᠄  ᠸᠠᠩ  

     

     

ᠢᠷᠡᠯᠲᠡ᠄ ᠠᠯᠠᠱᠠ ᠵᠡᠭᠦᠨ ᠬᠣᠱᠢᠭᠤᠨ᠎ᠤ ᠠᠷᠠᠳ᠎ᠤᠨ ᠵᠠᠰᠠᠭ᠎ᠤᠨ ᠣᠷᠳᠣᠨ
Baidu
map