ᠢᠳᠡᠷ ᠨᠡᠰᠤᠨ᠎ᠤ ᠬᠦᠮᠦᠰ ᠰᠡᠳᠬᠢᠴᠡ ᠵᠢᠨ ᠡᠪᠡᠳᠴᠢᠨ᠎ᠢ ᠰᠡᠷᠬᠡᠢ᠍ᠢ᠍ᠯᠡᠬᠦ ᠬᠡᠷᠡᠭᠳᠡᠢ
ᠨᠡᠶ᠋ᠢᠲᠡᠯᠡᠭᠰᠡᠨ ᠴᠠᠭ᠄ 2026-07-28

ᠵᠠᠷᠢᠮ ᠢᠳᠡᠷ ᠨᠡᠰᠤᠨ᠎ᠤ ᠬᠦᠮᠦᠰ ᠬᠡᠨᠡᠳᠳᠡ ᠠᠭ᠋ᠠᠰᠢ ᠵᠡᠡᠭ ᠪᠤᠯᠤᠨ ᠰᠡᠳᠬᠢᠴᠡ ᠵᠢᠨ ᠳᠡᠯ᠎ᠠ᠎ᠪᠠᠷ ᠬᠤᠪᠢᠷᠠᠯᠳᠠ ᠭᠠᠷᠴᠤ᠂ ᠤᠴᠠᠭ᠋ᠠᠷᠯᠠᠨ ᠳᠤᠭᠳᠠᠪᠤᠷᠢ᠎ᠪᠠᠨ ᠠᠯᠳᠠᠵᠤ᠂ ᠭᠤᠳᠤᠷᠠᠵᠤ ᠭᠤᠨᠢᠵᠤ ᠪᠠᠢ᠍ᠢ᠍ᠬᠤ ᠪᠤᠯᠪᠠᠴᠤ ᠳᠡᠬᠦᠨ ᠵᠢᠠᠨ ᠮᠠᠳᠡᠷᠡᠬᠦ ᠦᠬᠡᠢ ᠪᠠᠢ᠍ᠢ᠍ᠳᠠᠯ ᠢᠯᠡᠷᠡᠳᠡᠭ᠃ ᠰᠤᠳᠤᠯᠭ᠋ᠠᠳᠠᠳ᠎ᠠᠴᠠ ᠠ᠋ᠬᠦᠨ᠎ᠢ ᠰᠡᠳᠭᠢᠴᠡ ᠵᠢᠨ ᠶᠠᠷᠤᠨᠭ᠌ᠬᠡᠢ᠍ᠢ᠍ᠯᠡᠭᠰᠡᠨ ᠡᠪᠡᠳᠴᠢᠨ ᠬᠡᠵᠤ ᠨᠡᠷᠡᠯᠡᠵᠡᠢ᠃ ᠠ᠋ᠨᠡ ᠬᠦ᠌ ᠡᠪᠡᠳᠴᠢᠨ᠎ᠤ ᠠ᠋ᠬᠦᠰᠦᠯᠳᠡ᠎ᠨᠢ ᠤᠯᠠᠨᠭ᠌ᠬᠢ᠎ᠳᠤ᠎ᠪᠠᠨ ᠰᠡᠳᠬᠢᠴᠡ ᠬᠢᠬᠡᠳ ᠹᠢᠽᠢᠤᠯᠤᠬᠢ ᠵᠢᠨ ᠳᠡᠯ᠎ᠠ᠎ᠠᠴᠠ ᠢᠷᠡᠯᠳᠡᠢ᠃ ᠹᠢᠽᠢᠤᠯᠤᠬᠢ ᠵᠢᠨ ᠳᠡᠯ᠎ᠠ᠎ᠪᠠᠷ ᠬᠦᠮᠦᠨ ᠬᠡᠤᠬᠡᠳ ᠦᠶ᠎ᠠ᠂ ᠪᠠᠭ᠋ᠠᠴᠤᠳ ᠪᠡ ᠵᠠᠯᠠᠭᠤ ᠦᠶ᠎ᠠ᠎ᠠᠴᠠ᠎ᠪᠠᠨ ᠢᠳᠡᠷ ᠨᠠᠰᠤᠨ᠎ᠤ ᠦᠶ᠎ᠠ ᠪᠤᠯᠳᠠᠯ᠎ᠠ ᠬᠡᠷᠡᠭᠯᠡᠬᠡᠳ ᠪᠠᠷᠠᠰᠢ ᠦᠬᠡᠢ ᠬᠦᠴᠤᠨ ᠴᠢᠳᠠᠯ᠎ᠲᠠᠢ ᠴᠤᠭ ᠰᠦᠯᠳᠡ᠎ᠲᠠᠢ ᠬᠢᠯᠠᠷᠠᠭᠤᠯᠵᠤ ᠶᠠᠪᠤᠳᠠᠭ᠃ ᠬᠡᠪᠡᠴᠤ ᠢᠳᠡᠷ ᠨᠠᠰᠤᠨ᠎ᠳᠤ ᠤᠷᠤᠭᠰᠠᠨ᠎ᠤ ᠳᠠᠷᠠᠭ᠎ᠠ ᠦᠰᠦᠯᠳᠡ ᠪᠤᠢ᠍ᠢ᠍ᠵᠢᠯᠳᠡ ᠴᠦᠮ ᠵᠤᠭᠰᠤᠨᠭ᠌ᠬᠢᠷᠠᠵᠤ ᠪᠠᠭᠤᠷᠠᠯᠳᠠ ᠵᠢᠨ ᠵᠦᠭ᠎ᠲᠤ᠎ᠪᠠᠨ ᠬᠠᠨᠳᠤᠨ᠎ᠠ᠃ ᠪᠡᠶ᠎ᠠ ᠮᠠᠬᠠᠪᠤᠳ᠎ᠤᠨ ᠳᠡᠯ᠎ᠠ᠎ᠪᠠᠷ ᠬᠡᠳᠤᠢ᠍ᠢ᠍ᠪᠡᠷ ᠡᠪᠡᠳᠴᠢᠨ ᠠ᠋ᠮᠬᠡᠭ ᠦᠬᠡᠢ ᠪᠤᠯᠪᠠᠴᠤ ᠰᠠᠨᠠᠭ᠎ᠠ ᠪᠠᠢ᠍ᠢ᠍ᠭ᠋ᠠᠳ ᠤᠨᠤᠭ᠎ᠠ ᠬᠦᠷᠬᠦ ᠦᠬᠡᠢ᠂ ᠶᠠᠭᠤ ᠬᠢᠭᠰᠡᠨ ᠴᠤ᠌ ᠳᠡᠢ᠍ᠢ᠍ᠮᠤ ᠯᠡ ᠬᠡᠷᠡᠭ᠂ ᠴᠦᠮ ᠤᠷᠤᠢ᠍ᠢ᠍ᠳᠠᠭᠰᠠᠨ ᠰᠢᠬ ᠯᠠ ᠤᠢ᠍ᠢ᠍ᠳᠬᠠᠷᠯᠠᠬᠤ ᠪᠤᠳᠤᠯ ᠶᠡᠬᠡ ᠪᠤᠯᠳᠠᠭ᠃ ᠵᠢᠱ᠌ᠢᠶᠡᠯᠡᠪᠡᠯ ᠦᠰᠦ ᠴᠠᠢ᠍ᠢ᠍ᠬᠤ᠂ ᠨᠢᠭᠤᠷ ᠴᠢᠷᠠᠢ ᠳᠡᠬᠡᠷᠡᠬᠢ ᠠᠳᠤᠷᠢᠶ᠎ᠠ ᠠᠷᠪᠢᠳᠴᠤ᠂ ᠬᠡᠳᠤ ᠮᠠᠷᠢᠶᠠᠯᠠᠬᠤ ᠪᠤᠶᠤ ᠬᠡᠳᠤ ᠡᠴᠡᠵᠤ ᠳᠤᠷᠠᠬᠤ᠂ ᠠᠮᠠᠷᠬᠠᠨ ᠶᠠᠳᠠᠷᠠᠬᠤ ᠵᠡᠷᠬᠡ᠎ᠨᠢ ᠴᠦᠮ ᠰᠡᠳᠬᠢᠯ ᠰᠠᠨᠠᠭ᠎ᠠ ᠵᠢ᠎ᠨᠢ ᠰᠠᠮᠠᠭᠤᠷᠠᠭᠤᠯᠵᠤ᠂ ᠠᠯᠢᠪᠠ ᠵᠢ ᠵᠢᠭᠰᠢᠬᠦ ᠪᠤᠳᠤᠯ ᠳᠦᠷᠦᠭᠳᠡᠬᠦᠯᠤᠨ᠎ᠠ᠃ ᠳᠡᠬᠡᠪᠡᠯ ᠰᠡᠳᠬᠢᠴᠡ ᠵᠢᠨ ᠶᠠᠷᠤᠨᠭ᠌ᠬᠡᠢ᠍ᠢ᠍ᠯᠡᠭᠰᠡᠨ ᠡᠪᠡᠳᠴᠢᠨ᠎ᠢ ᠬᠡᠷᠬᠢᠨ ᠰᠡᠷᠬᠡᠢ᠍ᠢ᠍ᠯᠡᠨ ᠵᠠᠰᠠᠬᠤ ᠪᠤᠢ?

1᠂ ᠤᠷᠴᠢᠨ ᠳᠤᠭᠤᠷᠢᠨ ᠵᠢᠠᠨ ᠦᠬᠡᠷᠡᠴᠢᠯᠡᠪᠡᠯ ᠰᠠᠢ᠍ᠢ᠍ᠨ᠃ ᠢᠳᠡᠷ ᠨᠠᠰᠤᠠ᠎ᠠᠴᠠ ᠳᠡᠬᠡᠭᠰᠢᠬᠢ ᠨᠠᠰᠤᠨ᠎ᠤ ᠬᠦᠮᠦᠨ ᠰᠢᠨ᠎ᠠ ᠤᠷᠴᠢᠨ ᠳᠤᠭᠤᠷᠢᠨ᠎ᠳᠤ ᠤᠷᠤᠪᠠᠯ ᠰᠢᠨ᠎ᠠ ᠠᠮᠢᠵᠢᠷᠠᠯ᠎ᠤᠨ ᠬᠦᠴᠤᠨ᠎ᠲᠠᠢ ᠪᠤᠯᠵᠤ᠂ ᠳᠠᠯᠳᠠ ᠬᠦᠴᠤᠨ᠎ᠨᠢ ᠰᠡᠷᠬᠦᠨ ᠪᠡᠳᠡᠷᠡᠨ᠎ᠠ᠃ ᠵᠢᠱ᠌ᠢᠶᠡᠯᠡᠪᠡᠯ ᠭᠠᠳᠠᠭᠰᠢ ᠵᠤᠭ᠋ᠠᠴᠠᠨ ᠳᠤᠭᠤᠷᠢᠬᠤ᠂ ᠦᠷ᠎ᠠ ᠬᠡᠤᠬᠡᠳ ᠪᠤᠶᠤ ᠳᠦᠷᠦᠯ ᠰᠠᠳᠤᠨ᠎ᠤ᠎ᠬᠢᠨ᠎ᠳᠤ᠎ᠪᠠᠨ ᠤᠴᠢᠵᠤ ᠬᠡᠳᠤᠨ ᠠ᠋ᠳᠤᠷ ᠰᠠᠭᠤᠬᠤ ᠵᠡᠷᠬᠡ᠃

2᠂ ᠠᠮᠢᠳᠤᠷᠠᠯ᠎ᠤᠨ ᠠᠷᠭ᠎ᠠ ᠬᠡᠯᠪᠡᠷᠢ᠎ᠪᠠᠨ ᠤᠯᠠᠰᠢᠷᠠᠭᠤᠯᠬᠤ ᠬᠡᠷᠡᠭᠳᠡᠢ᠃ ᠠᠮᠢᠳᠤᠷᠠᠯ᠎ᠤᠨ ᠠᠷᠭ᠎ᠠ ᠬᠡᠯᠪᠡᠷᠢ᠎ᠪᠠᠨ ᠨᠢᠬᠡ ᠯᠡ ᠬᠡᠪ᠎ᠲᠤ᠎ᠪᠠᠨ ᠪᠠᠢ᠍ᠢ᠍ᠯᠭ᠋ᠠᠵᠤ ᠪᠤᠯᠬᠤ ᠦᠬᠡᠢ᠃ ᠬᠠᠷᠢᠨ ᠠᠮᠢᠳᠤᠷᠠᠯ᠎ᠤᠨ ᠤᠷᠮ᠎ᠠ ᠪᠠᠬ᠎ᠠ᠎ᠪᠠᠨ ᠮᠡᠳᠡᠯᠬᠡ ᠡᠵᠡᠮᠰᠢᠬᠦ᠂ ᠬᠦᠳᠡᠯᠬᠡᠬᠡᠨ ᠬᠢᠬᠦ᠂ ᠵᠤᠭ᠎ᠠ ᠴᠡᠨᠭᠬᠡᠯ ᠵᠡᠷᠬᠡ ᠳᠡᠬᠡᠷ᠎ᠠ ᠳᠠᠯᠪᠢᠪᠠᠯ ᠠᠮᠢᠳᠤᠷᠠᠯ ᠴᠢᠨᠢ ᠤᠳᠬ᠎ᠠ ᠠᠭᠤᠯᠭ᠎ᠠ᠎ᠲᠠᠢ ᠪᠤᠯᠵᠤ ᠴᠢᠳᠠᠨ᠎ᠠ᠃

3᠂ ᠰᠡᠳᠬᠢᠯ ᠰᠠᠨᠠᠭ᠎ᠠ᠎ᠪᠠᠨ ᠴᠠᠭ ᠦᠶ᠎ᠠ᠎ᠳᠤ ᠵᠤᠬᠢᠴᠠᠭᠤᠯᠬᠤ ᠴᠢᠬᠤᠯᠠᠳᠡᠢ᠃ ᠦᠪᠡᠷ᠎ᠤᠨ ᠪᠡᠶ᠎ᠠ᠎ᠪᠠᠨ ᠵᠦᠪ ᠵᠢᠡᠷ ᠳᠠᠨᠢᠵᠤ᠂ ᠯᠠᠪᠳᠠᠭᠤᠨ ᠳᠠᠢ᠍ᠢ᠍ᠪᠤᠡᠭ ᠰᠡᠳᠬᠢᠨ ᠪᠤᠳᠤᠯᠬᠢᠯᠠᠬᠤ ᠵᠢ ᠰᠤᠷᠬᠤ ᠬᠡᠷᠡᠭᠳᠡᠢ᠃ ᠰᠡᠳᠬᠢᠯ ᠰᠠᠨᠠᠭ᠎ᠠ ᠵᠢᠭ᠋ᠠᠬᠠᠨ ᠡᠪ ᠦᠬᠡᠢ ᠪᠠᠢ᠍ᠢ᠍ᠬᠤ᠎ᠪᠠᠨ ᠮᠡᠳᠡᠮᠡᠭᠴᠡ ᠳᠡᠷᠤᠢ᠎ᠳᠤ᠎ᠨᠢ ᠵᠠᠰᠠᠨ ᠵᠤᠬᠢᠴᠠᠭᠤᠯᠵᠤ᠂ ᠬᠦᠴᠢᠷ ᠠᠰᠠᠭᠤᠳᠠᠯ ᠳᠦᠪᠡᠭᠳᠡᠢ ᠠᠰᠠᠭᠤᠳᠠᠯ ᠳᠤᠬᠢᠶᠠᠯᠳᠤᠪᠠᠯ ᠪᠢᠳᠠᠬᠡᠢ ᠵᠤᠪᠠᠭ᠋ᠠᠳ ᠯᠠ ᠪᠠᠢ᠂ ᠬᠠᠷᠢᠨ ᠨᠠᠢ᠍ᠢ᠍ᠵᠠ ᠨᠦᠬᠦᠳ ᠨᠡᠷ ᠵᠢᠠᠨ ᠠ᠋ᠷᠢᠵᠤ ᠵᠦᠪᠳᠡᠯᠴᠡᠨ ᠶᠠᠷᠢᠯᠴᠠᠵᠤ᠂ ᠰᠡᠳᠬᠢᠯ᠎ᠤᠨ ᠳᠠᠷᠤᠭ᠋ᠠᠰᠤ᠎ᠪᠠᠨ ᠬᠦᠨᠭᠬᠡᠷᠡᠬᠦᠯᠬᠦ ᠬᠡᠷᠡᠭᠳᠡᠢ᠃

4᠂ ᠠᠭᠤᠵᠢᠭᠤ ᠳᠠᠯᠪᠢᠭᠤ ᠰᠡᠳᠬᠢᠯ ᠰᠠᠨᠠᠭ᠎ᠠ ᠵᠢ ᠪᠤᠢ ᠪᠤᠯᠭ᠋ᠠᠵᠤ᠂ ᠤᠯᠵᠤ ᠠᠯᠳᠠᠬᠤ ᠵᠢᠨ ᠬᠤᠢ᠍ᠢ᠍ᠨ᠎ᠠ᠎ᠠᠴᠠ ᠬᠦᠬᠡᠬᠡᠴᠡᠯᠳᠤᠬᠦ ᠦᠬᠡᠢ᠂ ᠪᠤᠰᠤᠳ᠎ᠲᠤ ᠳᠤᠰᠠ ᠬᠢᠬᠦ᠎ᠪᠠᠷ ᠵᠢᠷᠭ᠋ᠠᠯ ᠵᠢᠠᠨ ᠪᠤᠯᠭ᠋ᠠᠬᠤ ᠬᠡᠷᠡᠭᠳᠡᠢ᠃

ᠠᠩᠬᠠᠨ᠎ᠤ ᠬᠢᠨᠠᠭ᠍ᠴᠢ᠄  ᠸᠠᠩ  

     

     

ᠢᠷᠡᠯᠲᠡ᠄ ᠠᠯᠠᠱᠠ ᠵᠡᠭᠦᠨ ᠬᠣᠱᠢᠭᠤᠨ᠎ᠤ ᠠᠷᠠᠳ᠎ᠤᠨ ᠵᠠᠰᠠᠭ᠎ᠤᠨ ᠣᠷᠳᠣᠨ
Baidu
map